ᠰᠣᠨᠢᠨ ᠮᠡᠳᠡᠭᠡᠯᠡᠯ
ᠨᠡᠩ ᠣᠯᠠᠨ >>
ᠮᠡᠳᠡᠭᠳᠡᠯ
ᠨᠡᠩ ᠣᠯᠠᠨ >>
ᠡᠷᠳᠡᠮ ᠰᠢᠨᠵᠢᠯᠡᠭᠡᠨ
  ᠤ ᠬᠦᠳᠡᠯᠭᠡᠭᠡᠨ
ᠨᠡᠩ ᠣᠯᠠᠨ >>
ᠤᠷᠴᠢᠨ ᠲᠤᠭᠤᠷᠢᠨ ᠤ ᠵᠠᠰᠠᠯᠲᠠ ᠶᠢᠨ ᠰᠢᠰᠲ᠋ᠧᠮ ᠤᠨ ᠴᠤᠭᠴᠠᠯᠠᠯᠲᠠ ᠳ᠋ᠡᠬᠢ ᠨᠤᠲᠤᠭ ᠤᠨ ᠮᠡᠳᠡᠯᠭᠡ ᠶᠢᠨ ᠤᠷᠤᠯᠴᠠᠯᠭ᠎ᠠ ᠶᠢᠨ ᠮᠧᠺᠨᠢᠰᠡᠮ- ᠳᠠᠭ᠎ᠠ ᠶᠢᠨ ᠨᠠᠭᠤᠷ ᠤᠨ ᠵᠢᠱᠢᠶᠡᠨ ᠳ᠋ᠤ
      2018 ᠣᠨ ᠤ4 ᠰᠠᠷ᠎ᠠ ᠶᠢᠨ12 ᠤ ᠡᠳᠦᠷ ᠤᠨ ᠦᠳᠡ ᠶᠢᠨ ᠬᠤᠢᠨ᠎ᠠ ᠶᠢᠨ16:30 ᠡᠴᠡ ᠦᠪᠦᠷ ᠮᠤᠩᠭᠤᠯ ᠤᠨ ᠶᠡᠬᠡ ᠰᠤᠷᠭᠠᠭᠤᠯᠢ ᠶᠢᠨ ᠬᠤᠢᠲᠤ ᠲᠣᠭᠣᠷᠢᠭ ᠤᠨ ᠶᠡᠷᠦᠩᠬᠡᠢᠯᠡᠭᠰᠡᠨ ᠠᠰᠠᠷ ᠤᠨ0201 ᠦᠷᠥᠭᠡ ᠳ᠋ᠤ ᠤᠭᠰᠠᠭᠠᠲᠠᠨ ᠵᠦᠢ ᠨᠡᠢᠭᠡᠮ ᠵᠦᠢ ᠶᠢᠨ ᠳᠡᠭᠡᠳᠦ ᠰᠤᠷᠭᠠᠭᠤᠯᠢ ᠶᠢᠨ  ᠳᠡᠳ᠋ ᠫᠷᠣᠹᠧᠰᠰᠤᠷ ᠪᠠᠭᠰᠢ ᠰᠤᠷᠤᠭᠴᠢ ᠨᠠᠷ ᠲᠤ ᠢᠯᠡᠳᠬᠡᠯ ᠬᠢᠵᠡᠢ᠃ ᠲᠤᠰ ᠢᠯᠡᠳᠬᠡᠯ ᠢ ᠳᠡᠭᠡᠳᠦ ᠰᠤᠷᠭᠠᠭᠤᠯᠢ ᠶᠢᠨ ᠳᠡᠳ᠋ ᠵᠠᠬᠢᠷᠤᠯ ᠬᠢᠩᠭ᠋ᠠᠨ ᠪᠠᠭᠰᠢ ᠡᠷᠬᠢᠯᠡᠨ ᠶᠠᠪᠤᠭᠳᠠᠭᠤᠯᠵᠠᠢ᠃        ᠲᠡᠷᠡ ᠪᠡᠷ ᠦᠪᠦᠷ ᠮᠤᠩᠭᠤᠯ ᠣᠷᠣᠨ ᠤ ᠨᠠᠭᠤᠷ ᠴᠦᠬᠦᠷᠥᠮ ᠳ᠋ᠤ ᠲᠤᠯᠭᠠᠷᠠᠵᠤ ᠪᠠᠢᠭ᠎ᠠ ᠣᠷᠴᠢᠨ ᠲᠣᠭᠣᠷᠢᠨ ᠪᠠ ᠬᠦᠭᠵᠢᠯᠲᠡ ᠶᠢᠨ ᠲᠠᠷᠤᠯᠲᠠ ᠶᠢᠨ ᠪᠠᠢᠳᠠᠯ ᠢ ᠵᠠᠳᠠᠯᠤᠨ ᠰᠢᠨᠵᠢᠵᠦ᠂ ᠳᠠᠭ᠎ᠠ ᠶᠢᠨ ᠨᠠᠭᠤᠷ ᠤᠨ ᠴᠢᠳᠬᠤᠯᠲᠠ ᠶᠢᠨ ᠬᠡᠮᠵᠢᠶ᠎ᠡ᠂ ᠤᠷᠤᠰᠬᠠᠯ ᠤᠨ ᠤᠷᠤᠨ ᠤ ᠬᠦᠮᠦᠨ ᠠᠮᠠ᠂ ᠲᠠᠷᠢᠶᠠᠯᠠᠬᠤ ᠭᠠᠵᠠᠷ ᠤᠨ ᠲᠠᠯᠠᠪᠠᠢ᠂ ᠨᠠᠮ ᠤᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢᠬᠢ ᠣᠷᠴᠢᠨ ᠲᠤᠭᠤᠷᠢᠨ ᠤ ᠲᠤᠬᠠᠢ ᠦᠭᠡ ᠶᠠᠷᠢᠶ᠎ᠠ ᠶᠢᠨ ᠬᠤᠪᠢᠷᠠᠯᠲᠠ ᠶᠢ ᠰᠢᠰᠲ᠋ᠧᠮ ᠲᠠᠢ ᠲᠠᠨᠢᠯᠣᠠᠭᠤᠯᠵᠠᠢ᠃ ᠲᠠᠬᠢᠨ ᠣᠷᠴᠢᠨ ᠲᠣᠭᠣᠷᠢᠨ ᠢ ᠬᠠᠮᠠᠭᠠᠯᠠᠬᠤ ᠳ᠋ᠤ ᠨᠤᠲᠤᠭ ᠤᠨ ᠮᠡᠳᠡᠯᠭᠡ ᠶᠢ ᠪᠠᠳᠠᠷᠠᠭᠤᠯᠬᠤ ᠶᠢ ᠳᠤᠷᠠᠳᠴᠤ᠂ ᠬᠡᠷᠬᠢᠨ ᠰᠤᠶᠤᠯ ᠢ ᠤᠷᠴᠢᠨ ᠲᠣᠭᠣᠷᠢᠨ ᠤ ᠵᠠᠰᠠᠯᠲᠠ ᠲᠠᠢ ᠤᠶᠠᠯᠳᠤᠭᠤᠯᠬᠤ ᠲᠤᠬᠠᠢ ᠲᠤᠷᠰᠢᠨ ᠦᠭᠦᠯᠡᠵᠦ᠂ ᠰᠢᠰᠲ᠋ᠧᠮ ᠲᠠᠢ ᠪᠦᠬᠦ ᠲᠠᠯ᠎ᠠ ᠶᠢᠨ ᠴᠢᠨᠠᠷᠲᠠᠢ ᠤᠷᠴᠢᠨ ᠲᠣᠭᠣᠷᠢᠨ ᠬᠠᠮᠠᠭᠠᠯᠠᠬᠤ ᠠᠷᠭᠠ᠎ ᠬᠡᠮᠵᠢᠶ᠎ᠡ ᠠᠪᠬᠤ ᠴᠢᠬᠤᠯᠠ ᠴᠢᠨᠠᠷ ᠢ ᠨᠣᠲᠠᠯᠠᠵᠠᠢ᠃        ᠢᠯᠡᠳᠬᠡᠯ ᠤᠨ ᠡᠴᠦᠰ ᠲᠤ᠂ ᠬᠢᠩᠭ᠋ᠠᠨ ᠪᠠᠭᠰᠢ ᠳ᠋ᠦᠩᠨᠡᠯᠲᠡ ᠬᠢᠵᠦ᠂  ᠪᠠᠭᠰᠢ ᠪᠤᠯᠤᠨ ᠢᠯᠡᠳᠬᠡᠯ ᠰᠤᠨᠤᠰᠤᠭᠰᠠᠨ ᠪᠠᠭᠰᠢ ᠰᠤᠷᠤᠭᠴᠢᠳ ᠨᠤᠲᠤᠭ ᠤᠨ ᠮᠡᠳᠡᠯᠭᠡ ᠶᠢ ᠬᠡᠷᠬᠢᠨ ᠤᠯᠠᠮᠵᠢᠯᠠᠵᠤ᠂ ᠣᠷᠴᠢᠨ ᠲᠣᠭᠣᠷᠢᠨ ᠢ ᠬᠠᠮᠠᠭᠠᠯᠠᠬᠤ ᠲᠠᠢ ᠬᠡᠷᠬᠢᠨ ᠤᠶᠠᠯᠳᠤᠭᠤᠯᠬᠤ ᠲᠤᠬᠠᠢ ᠪᠤᠳᠤᠯ ᠢᠶᠡᠨ ᠰᠤᠯᠢᠯᠴᠠᠵᠠᠢ᠃
[ ᠳᠡᠯᠭᠡᠷᠡᠩᠭᠦᠢ ]
ᠡᠷᠳᠡᠮ ᠰᠢᠨᠵᠢᠯᠡᠭᠡ
ᠨᠡᠩ ᠣᠯᠠᠨ >>
ᠰᠤᠷᠤᠭᠴᠢ ᠶᠢᠨ
  ᠴᠡᠩᠭᠡᠯ ᠤᠨ ᠣᠷᠤᠨ
ᠨᠡᠩ ᠣᠯᠠᠨ >>
ᠤᠭᠰᠠᠭᠠᠲᠠᠨ ᠵᠦᠢ ᠨᠡᠢᠭᠡᠮ ᠵᠦᠢ ᠶᠢᠨ ᠳᠡᠭᠡᠳᠦ ᠰᠤᠷᠭᠠᠭᠤᠯᠢ ᠶᠢᠨ 2018 ᠣᠨ ᠤ ᠰᠢᠯᠢᠳᠡᠭ ᠣᠶᠤᠲᠠᠨ ᠢ ᠪᠠᠲᠤᠯᠠᠨ ᠬᠦᠷᠭᠡᠬᠦ ᠠᠵᠢᠯ ᠠᠮᠵᠢᠯᠲᠠ ᠲᠠᠢ ᠥᠨᠳᠥᠷᠯᠡᠯ᠎ᠡ
      10 ᠰᠠᠷ᠎ᠠ ᠶᠢᠨ 20 ᠤ ᠡᠳᠦᠷ ᠪᠤᠯᠬᠤ ᠳ᠋ᠤ᠂ ᠮᠠᠨ ᠤ ᠳᠡᠭᠡᠳᠦ ᠰᠤᠷᠭᠠᠭᠤᠯᠢ ᠶᠢᠨ 2018 ᠣᠨ ᠳ᠋ᠤ ᠲᠡᠭᠦᠰᠬᠦ ᠰᠢᠯᠢᠳᠡᠭ ᠤᠶᠤᠲᠠᠨ ᠢ ᠠᠰᠫᠢᠷᠠᠨᠲ ᠢᠶᠡᠷ ᠪᠠᠲᠤᠯᠠᠨ ᠬᠦᠷᠭᠡᠬᠦ ᠠᠵᠢᠯ ᠠᠮᠵᠢᠯᠲᠠ ᠲᠠᠢ ᠥᠨᠳᠥᠷᠯᠡᠵᠦ᠂ 9 ᠨᠡᠷᠡᠰ ᠤᠶᠤᠲᠠᠨ ᠴᠦᠮ ᠤᠯᠤᠰ ᠤᠨ ᠨᠡᠷᠡᠲᠦ ᠶᠡᠬᠡ ᠰᠤᠷᠭᠠᠭᠤᠯᠢ ᠨᠤᠭᠤᠳ ᠲᠤ ᠡᠯᠡᠰᠡᠭᠳᠡᠵᠡᠢ᠃    ᠳ᠋ᠤᠭᠠᠷ  ᠨᠡᠷ᠎ᠡ  ᠠᠩᠭᠢ   ᠡᠯᠡᠰᠡᠭᠳᠡᠭᠰᠡᠨ ᠰᠤᠷᠭᠠᠭᠤᠯᠢ  ᠮᠡᠷᠭᠡᠵᠢᠯ 1  ᠰᠢᠤᠸᠠᠢ ᠯᠢᠶᠠᠨ 2014 ᠤᠭᠰᠠᠭᠠᠲᠠᠨ ᠵᠦᠢ  ᠲᠥᠪ ᠤᠨ ᠦᠨᠳᠦᠰᠦᠲᠡᠨ ᠤ ᠶᠡᠬᠡ ᠰᠤᠷᠭᠠᠭᠤᠯᠢ  ᠤᠭᠰᠠᠭᠠᠲᠠᠨ ᠵᠦᠢ 2  ᠴᠡᠯᠡᠭᠡᠷ 2014 ᠤᠭᠰᠠᠭᠠᠲᠠᠨ ᠵᠦᠢ ᠲᠥᠪ ᠤᠨ ᠦᠨᠳᠦᠰᠦᠲᠡᠨ ᠤ ᠶᠡᠬᠡ ᠰᠤᠷᠭᠠᠭᠤᠯᠢ  ᠮᠣᠩᠭᠣᠯ ᠬᠡᠯᠡ ᠤᠭᠬ᠎ᠠ ᠵᠣᠬᠢᠶᠠᠯ 3  ᠠᠨᠠᠷ 2014 ᠮᠣᠩᠭᠣᠯ ᠢᠶᠡᠷ ᠬᠢᠴᠢᠶᠡᠯᠯᠡᠬᠦ ᠨᠡᠢᠭᠡᠮ ᠤᠨ ᠠᠵᠢᠯ ᠲᠥᠪ ᠤᠨ ᠦᠨᠳᠦᠰᠦᠲᠡᠨ ᠤ ᠶᠡᠬᠡ ᠰᠤᠷᠭᠠᠭᠤᠯᠢ  ᠨᠡᠢᠭᠡᠮ ᠤᠨ ᠠᠵᠢᠯ 4  ᠭᠡᠭᠡᠨ 2014 ᠮᠣᠩᠭᠣᠯ ᠢᠶᠡᠷ ᠬᠢᠴᠢᠶᠡᠯᠯᠡᠬᠦ ᠨᠡᠢᠭᠡᠮ ᠤᠨ ᠠᠵᠢᠯ  ᠵᠦᠩᠱᠠᠨ ᠶᠡᠬᠡ ᠰᠤᠷᠭᠠᠭᠤᠯᠢ  ᠨᠡᠢᠭᠡᠮ ᠤᠨ ᠠᠵᠢᠯ 5  ᠪᠠᠢ ᠢᠦᠢ ᠰᠢᠩ 2014 ᠨᠡᠢᠭᠡᠮ ᠤᠨ ᠠᠵᠢᠯ ᠨᠠᠨᠵᠢᠩ ᠶᠡᠬᠡ ᠰᠤᠷᠭᠠᠭᠤᠯᠢ  ᠨᠡᠢᠭᠡᠮ ᠤᠨ ᠠᠵᠢᠯ 6  ᠵᠦ ᠯᠢ ᠵᠢᠶᠤᠸᠠᠨ 2014 ᠨᠡᠢᠭᠡᠮ ᠤᠨ ᠠᠵᠢᠯ  ᠬᠤᠸᠠᠳᠦ᠋ᠩ ᠤᠨ ᠪᠠᠭᠰᠢ ᠶᠢᠨ ᠶᠡᠬᠡ ᠰᠤᠷᠭᠠᠭᠤᠯᠢ  ᠨᠡᠢᠭᠡᠮ ᠤᠨ ᠠᠵᠢᠯ 7  ᠡᠦ ᠮᠸᠩ ᠰᠢ 2014 ᠨᠡᠢᠭᠡᠮ ᠤᠨ ᠠᠵᠢᠯ  ᠬᠤᠸᠠᠵᠦ᠋ᠩ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠶᠡᠬᠡ ᠰᠤᠷᠭᠠᠭᠤᠯᠢ  ᠨᠡᠢᠭᠡᠮ ᠤᠨ ᠠᠵᠢᠯ 8  ᠻᠧ ᠯᠦ 2014 ᠨᠡᠢᠭᠡᠮ ᠵᠦᠢ  ᠬᠤᠸᠠᠵᠦ᠋ᠩ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠶᠡᠬᠡ ᠰᠤᠷᠭᠠᠭᠤᠯᠢ  ᠨᠡᠢᠭᠡᠮ ᠵᠦᠢ 9  ᠯᠢ ᠬᠦᠢ ᠮᠢᠨ 2014 ᠨᠡᠢᠭᠡᠮ ᠵᠦᠢ  ᠪᠡᠭᠡᠵᠢᠩ ᠤᠨ ᠪᠠᠭᠰᠢ ᠶᠢᠨ ᠶᠡᠬᠡ ᠰᠤᠷᠭᠠᠭᠤᠯᠢ  ᠨᠡᠢᠭᠡᠮ ᠵᠦᠢ  
[ ᠳᠡᠯᠭᠡᠷᠡᠩᠭᠦᠢ ]
ᠨᠦᠬᠦᠷᠯᠢᠭ ᠬᠤᠯᠪᠤᠭᠠᠰᠤ