ᠰᠣᠨᠢᠨ ᠮᠡᠳᠡᠭᠡᠯᠡᠯ
ᠨᠡᠩ ᠣᠯᠠᠨ >>
ᠮᠡᠳᠡᠭᠳᠡᠯ
ᠨᠡᠩ ᠣᠯᠠᠨ >>
ᠡᠷᠳᠡᠮ ᠰᠢᠨᠵᠢᠯᠡᠭᠡᠨ
  ᠤ ᠬᠦᠳᠡᠯᠭᠡᠭᠡᠨ
ᠨᠡᠩ ᠣᠯᠠᠨ >>
ᠶᠠᠫᠣᠨ ᠣᠯᠣᠰ ᠤᠨ ᠣᠭᠰᠠᠭᠠᠲᠠᠨ‌‍ᠰᠤᠳᠤᠯᠤᠯ ᠤᠨ ᠮᠦᠽᠸᠢ ᠶᠢᠨ ᠫᠷᠤᠹᠧᠰᠰᠤᠷ ᠺᠤᠨᠠᠭᠠᠶᠠ ᠶᠦᠺᠢ  ᠶᠢᠨ ᠡᠷᠳᠡᠮ ᠰᠢᠨᠵᠢᠯᠡᠭᠡᠨ ᠤ ᠶᠠᠷᠢᠶ᠎ᠠ ᠢᠯᠡᠳᠬᠡᠯ
     2018 ᠣᠨ ᠤ11 ᠰᠠᠷ᠎ᠠ ᠶᠢᠨ15 ᠤ ᠡᠳᠣᠷ ᠠᠴᠠ11 ᠰᠠᠷ᠎ᠠ ᠶᠢᠨ16 ᠤ ᠡᠳᠣᠷ ᠪᠣᠯᠲᠠᠯ᠎ᠠ ᠥᠪᠦᠷ ᠮᠣᠩᠭᠤᠯ ᠤᠨ ᠶᠡᠭᠡ ᠰᠣᠷᠭᠠᠭᠤᠯᠢ ᠶᠢᠨ ᠬᠤᠶᠢᠲᠣ ᠲᠣᠭᠤᠷᠢᠭ ᠲᠤ ᠶᠠᠫᠣᠨ ᠣᠯᠣᠰ ᠤᠨ ᠬᠦᠮᠦᠨ ᠰᠣᠳᠣᠯᠣᠯ᠂ ᠣᠭᠰᠠᠭ᠎ᠠ ᠵᠦᠢ ᠰᠣᠳᠣᠯᠣᠯ᠂ ᠮᠣᠩᠭᠤᠯ ᠰᠣᠳᠣᠯᠣᠯ ᠤᠨ ᠨᠡᠷᠠᠲᠣ ᠡᠷᠳᠡᠮᠲᠡᠨ᠂ ᠶᠠᠫᠣᠨ ᠣᠯᠣᠰ ᠤᠨ ᠣᠭᠰᠠᠭᠠᠲᠠᠨ ᠰᠤᠳᠤᠯᠤᠯ ᠤᠨ ᠮᠦᠽᠸᠢ ᠶᠢᠨ ᠣᠭᠰᠠᠭ᠎ᠠ ᠨᠡᠶᠢᠭᠡᠮ ᠤᠨ ᠰᠣᠳᠣᠯᠣᠯ ᠤᠨ ᠡᠷᠬᠢᠯᠡᠭᠴᠢ ᠫᠷᠤᠹᠧᠰᠰᠤᠷ ᠺᠤᠨᠠᠭᠠᠶᠠ ᠶᠦᠺᠢ  ᠮᠠᠨ ᠤ ᠳᠡᠭᠡᠳᠦ ᠰᠣᠷᠭᠠᠭᠤᠯᠢ ᠶᠢᠨ ᠣᠷᠢᠯᠭ᠎ᠠ ᠪᠠᠷ ᠢᠷᠡᠵᠣ ᠬᠤᠶᠠᠷ ᠡᠳᠣᠷ ᠤᠨ ᠬᠤᠭᠤᠴᠠᠭ᠎ᠠ ᠲᠠᠢ ᠡᠷᠳᠡᠮ ᠰᠢᠨᠵᠢᠯᠡᠭᠡᠨ ᠤ ᠶᠠᠷᠢᠶ᠎ᠠ ᠲᠠᠯᠪᠢᠪᠠ᠃ ᠲᠣᠰ ᠣᠳᠠᠭᠠᠨ ᠤ ᠶᠠᠷᠢᠶ᠎ᠠ ᠶᠢ ᠣᠭᠰᠠᠭᠠᠲᠠᠨ ᠵᠦᠢ ᠨᠡᠶᠢᠭᠡᠮ ᠵᠦᠢ ᠶᠢᠨ ᠳᠡᠭᠡᠳᠣ ᠰᠣᠷᠭᠠᠭᠤᠯᠢ ᠶᠢᠨ ᠵᠠᠬᠢᠷᠤᠯ ᠨᠠᠰᠣᠨᠪᠠᠶᠠᠷ ᠫᠷᠤᠹᠧᠰᠰᠤᠷ  ᠠᠴᠠ ᠬᠥᠲᠦᠯᠵᠣ᠂ ᠶᠠᠷᠢᠶ᠎ᠠ ᠶᠢ ᠮᠣᠩᠭᠤᠯ ᠬᠡᠯᠡ᠂ ᠶᠠᠫᠣᠨ ᠬᠡᠯᠡ ᠬᠤᠶᠠᠷ ᠬᠡᠯᠡ ᠪᠠᠷ ᠶᠠᠪᠣᠭᠳᠠᠭᠤᠯᠣᠯ᠎ᠠ᠃      ᠲᠣᠰ ᠣᠳᠠᠭᠠᠨ ᠤ ᠶᠠᠷᠢᠶᠠᠨ ᠤ ᠠᠭᠤᠯᠭ᠎ᠠ ᠳᠥᠷᠪᠡᠨ ᠭᠡᠰᠡᠭ ᠢᠶᠠᠷ ᠶᠠᠪᠤᠭᠳᠠᠭᠤᠯᠵᠤ᠂ ᠲᠣᠰ ᠲᠣᠰ ᠲᠤ ᠪᠠᠨ ᠳ᠋ᠢᠵᠢᠲ᠋ᠠᠯ ᠬᠡᠭᠡᠷ᠎ᠡ ᠶᠢᠨ ᠰᠢᠨᠵᠢᠯᠡᠭᠡᠨ — ᠶᠠᠫᠣᠨ ᠤ ᠡᠷᠳᠡᠮ ᠰᠢᠨᠵᠢᠯᠡᠭᠡᠨ ᠤ ᠳ᠋ᠠᠶᠢᠲ᠋ᠠ ᠬᠦᠮᠦᠷᠭᠡ ᠶᠢᠨ ᠲᠤᠬᠠᠢ ᠃ ᠬᠦᠮᠦᠨ ᠰᠣᠳᠣᠯᠣᠯ ᠤᠨ ᠬᠡᠭᠡᠷ᠎ᠠ  ᠶᠢᠨ ᠰᠢᠨᠵᠢᠯᠡᠭᠡᠨ ᠤ ᠠᠰᠠᠭᠤᠳᠠᠯ ᠳᠤ ᠃ ᠠᠮᠠᠨ ᠲᠡᠤᠬᠡ ᠶᠢᠨ ᠰᠤᠳᠤᠯᠤᠯ ᠤᠨ ᠤᠯᠠᠨ ᠶᠠᠩᠵᠤᠲᠤ ᠴᠢᠨᠠᠷ᠃ ᠨᠡᠶᠢᠭᠡᠮ ᠵᠦᠢ ᠪᠠ ᠬᠦᠮᠦᠨ ᠰᠣᠳᠣᠯᠣᠯ ᠤᠨ ᠤᠶᠠᠯᠳᠤᠯ-- ︽ᠨᠡᠶᠢᠲᠡ ᠶᠢᠨ ᠡᠯᠳᠡᠪ ᠬᠤᠶᠠᠷ ᠢᠶᠠᠷ ᠪᠠᠶᠠᠯᠢᠭ︾ ᠵᠡᠷᠭᠡ ᠪᠤᠢ᠃      ᠶᠠᠷᠢᠶᠠᠨ ᠤ ᠨᠢᠭᠡᠳᠣᠭᠡᠷ ᠲᠤ ᠫᠷᠤᠹᠧᠰᠰᠤᠷ ᠺᠤᠨᠠᠭᠠᠶᠠ ᠶᠦᠺᠢ ᠣᠳᠣᠬᠢ ᠡᠯᠧᠺᠲᠷᠣᠨ ᠨᠡᠶᠢᠭᠡᠮ ᠳᠤ ᠶᠠᠭᠠᠬᠢᠵᠣ ᠲᠣᠣᠷ ᠰᠦᠯᠵᠢᠶ᠎ᠠ ᠶᠢ ᠠᠰᠢᠭᠯᠠᠨ ᠰᠣᠳᠣᠯᠣᠯ ᠬᠢᠬᠦ ᠶᠢ ᠶᠠᠷᠢᠵᠣ ᠥᠭᠬᠦ ᠶᠢᠨ ᠬᠠᠮᠲᠣ ᠶᠠᠫᠣᠨ ᠤ ᠨᠡᠷᠡᠲᠡᠢ ᠦᠭᠦᠯᠡᠯ ᠤᠨ ᠰᠦᠯᠵᠢᠶᠡᠨ ᠤ ᠥᠷᠲᠡᠭᠡ᠂ ᠳ᠋ᠠᠶᠢᠲᠠ ᠶᠢᠨ ᠬᠥᠮᠦᠷᠭᠡ᠂ ᠵᠣᠬᠢᠶᠠᠭᠴᠢ ᠬᠠᠶᠢᠬᠤ᠂ ᠬᠢᠴᠢᠶᠡᠯ ᠤᠨ ᠰᠡᠳᠣᠪ ᠬᠠᠶᠢᠬᠤ᠂ ᠦᠭᠦᠯᠡᠯ ᠬᠠᠶᠢᠬᠤ ᠵᠡᠷᠭᠡ ᠶᠢ ᠲᠠᠨᠢᠯᠴᠠᠭᠤᠯᠵᠣ ᠥᠭᠪᠡ᠃      ᠶᠠᠷᠢᠶᠠᠨ  ᠤ ᠬᠤᠶᠠᠳᠣᠭᠠᠷ  ᠲᠤ ᠫᠷᠤᠹᠧᠰᠰᠤᠷ ᠺᠤᠨᠠᠭᠠᠶᠠ ᠶᠦᠺᠢ ᠠᠴᠠ ᠮᠡᠢ ᠵᠸᠥᠣ ᠵᠦᠩ ᠹᠦ᠋ ᠠᠪᠣᠭᠠᠢ ᠶᠢᠨ ᠬᠤᠪᠢ ᠬᠦᠮᠦᠨ ᠤ ᠠᠮᠢᠳᠣᠷᠠᠯ ᠤᠨ ᠥᠩᠭᠡᠷᠡᠯᠲᠠ ᠪᠠ ᠬᠡᠭᠡᠷ᠎ᠠ ᠲᠠᠯ᠎ᠠ ᠶᠢᠨ ᠮᠠᠲ᠋ᠧᠷᠢᠶᠠᠯ ᠤᠨ ᠣᠨᠴᠠᠯᠢᠭ ᠢ ᠲᠠᠨᠢᠯᠴᠠᠭᠤᠯᠵᠣ᠂ ᠳᠠᠷᠠᠭ᠎ᠠ ᠨᠢ ᠥᠪᠡᠷ ᠤᠨ ᠬᠡᠭᠡᠷ᠎ᠠ  ᠤᠨ ᠰᠢᠨᠵᠢᠯᠡᠭᠡᠨ ᠤ ᠲᠡᠮᠳᠡᠭᠯᠡᠯ ᠂ ᠬᠡᠭᠡᠷ᠎ᠠ  ᠶᠢᠨ ᠰᠢᠨᠵᠢᠯᠡᠭᠡᠨ ᠤ ᠠᠮᠵᠢᠯᠲᠠ᠂ ᠯᠠᠪᠯᠠᠯᠲᠠ ᠪᠣᠯᠭᠠᠵᠣ ᠪᠣᠯᠬᠤ ᠪᠢᠴᠢᠭ ᠵᠡᠷᠭᠡ ᠪᠠᠨ ᠬᠤᠪᠢᠶᠠᠯᠴᠠᠵᠣ᠂ ᠲᠡᠷᠠ ᠪᠠᠰᠠ‌ᠣᠯᠠᠨᠲᠠ ᠣᠳᠠᠭ᠎ᠠ ᠪᠢᠳᠡᠨ ᠢ ᠬᠤᠵᠢᠮ ᠤᠨ ᠰᠣᠳᠣᠯᠭᠠᠨ ᠳᠤ ᠪᠠᠨ ᠰᠠᠭᠤᠷᠢ ᠮᠠᠲ᠋ᠧᠷᠢᠶᠠᠯ ᠲᠠᠯᠪᠢᠬᠤ ᠶᠢᠨ ᠲᠣᠰᠠᠲᠠ ᠵᠠᠪᠠᠯ ᠬᠦᠮᠦᠨ ᠰᠣᠳᠣᠯᠣᠯ ᠤᠨ ᠬᠡᠭᠡᠷ᠎ᠠ  ᠤᠨ ᠰᠢᠨᠵᠢᠯᠡᠭᠡᠨ ᠤ ᠠᠵᠢᠯ ᠳᠣᠮᠳᠠ  ᠪᠠᠨ ᠬᠠᠮᠤᠭ ᠤᠨ ᠨᠠᠷᠢᠯᠢᠭ ᠮᠠᠶ᠋ᠢᠭ ᠢᠶᠠᠷ ᠲᠡᠮᠳᠡᠭᠯᠡᠯ ᠢᠶᠠᠨ ᠬᠢᠬᠦ ᠬᠡᠷᠡᠭᠲᠠᠢ ᠭᠡᠵᠣ ᠰᠠᠨᠠᠭᠤᠯᠪᠠ᠃      ᠶᠠᠷᠢᠶᠠᠨ ᠤ ᠭᠤᠷᠪᠠᠳᠣᠭᠠᠷ ᠲᠤ ᠫᠷᠤᠹᠧᠰᠰᠤᠷ ᠺᠤᠨᠠᠭᠠᠶᠠ ᠶᠦᠺᠢ  ᠠᠴᠠ ᠠᠮᠠᠨ ᠲᠡᠤᠬᠡ ᠶᠢᠨ ᠰᠤᠳᠤᠯᠤᠯ ‍ᠤᠨ‌ᠡᠯ᠎ᠡ ᠬᠢᠴᠢᠶᠠᠯ ᠲᠥᠷᠦᠯ ᠤᠨ ᠳᠣᠮᠳᠠᠬᠢ ᠠᠰᠢᠭᠯᠠᠯᠲᠠ ᠪᠠ ᠣᠨᠴᠠᠯᠢᠭ᠂ ᠠᠮᠠᠨ ᠲᠡᠤᠬᠡ ᠶᠢᠨ ᠰᠤᠳᠤᠯᠤᠯ ᠤᠨ ᠰᠣᠳᠣᠯᠭᠠᠨ ᠤ ᠠᠷᠭ᠎ᠠ᠂ ᠠᠮᠠᠨ ᠲᠡᠤᠬᠡ ᠶᠢᠨ ᠰᠤᠳᠤᠯᠤᠯ ‍ᠤᠨ‌‍ᠰᠣᠳᠣᠯᠬᠤ ᠳᠣᠮᠳᠠᠬᠢ ᠠᠩᠬᠠᠷᠬᠤ ᠵᠦᠢᠯ᠂ ᠵᠢᠵᠢᠭ ᠰᠠᠵᠢᠭ ᠵᠦᠢᠯ ᠳᠣᠮᠳᠠᠬᠢ ᠠᠩᠬᠠᠷᠬᠤ ᠦᠵᠡᠭᠳᠡᠯ ᠵᠡᠷᠭᠡ ᠲᠠᠯ᠎ᠠ ᠪᠠᠷ ᠳᠠᠮᠵᠢᠨ ᠠᠮᠠᠨ ᠲᠡᠤᠬᠡ ᠶᠢᠨ ᠰᠤᠳᠤᠯᠤᠯ ᠤᠨ ᠣᠯᠠᠨ ᠲᠠᠯᠠᠲᠣ ᠴᠢᠨᠠᠷ ᠢ ᠵᠠᠳᠠᠯᠣᠵᠠᠢ᠃ ᠲᠡᠭᠦᠨ ᠤ ᠦᠵᠡᠬᠦ ᠪᠠᠷ ᠠᠮᠠᠨ ᠲᠡᠤᠬᠡ ᠶᠢᠨ ᠰᠤᠳᠤᠯᠤᠯ ᠤᠨ ᠢᠯᠠᠷᠠᠬᠦ ᠮᠠᠶ᠋ᠢᠭ ᠪᠣᠯ ᠣᠯᠠᠨ ᠲᠠᠯᠠᠲᠣ ᠮᠠᠶ᠋ᠢᠭ ᠪᠣᠯᠣᠨ᠎ᠠ᠃ ᠣᠯᠣᠰ ᠲᠥᠷᠦ ᠶᠢᠨ ᠵᠦᠢ᠂ ᠨᠡᠶᠢᠭᠡᠮ ᠵᠦᠢ᠂ ᠰᠣᠶᠣᠯ ᠬᠦᠮᠦᠨ ᠰᠣᠳᠣᠯᠣᠯ ᠤᠨ ᠵᠦᠢ᠂ ᠲᠠᠣᠬᠡ ᠵᠦᠢ ᠶᠢᠨ ᠣᠨᠣᠯ ᠲᠠᠢ ᠬᠠᠪᠢᠲᠠᠬᠤ ᠪᠣᠯᠣᠨ᠎ᠠ ᠂ ᠡᠭᠦᠨ ᠤ ᠬᠠᠮᠲᠣ ᠪᠠᠰᠠ ᠠᠮᠠᠨ ᠲᠡᠤᠬᠡ ᠶᠢᠨ ᠰᠤᠳᠤᠯᠤᠯ ᠪᠣᠯ ᠠᠮᠢᠳᠣᠷᠠᠯ ᠤᠨ ᠲᠠᠣᠬᠡ ᠶᠢᠨ ᠰᠣᠳᠣᠯᠣᠯ ᠲᠠᠢ ᠣᠨᠳᠣᠣ ᠨᠢᠭᠡᠨ ᠰᠣᠳᠣᠯᠭᠠᠨ ᠤ ᠬᠦᠷᠢᠶ᠎ᠡ ᠬᠡᠪᠴᠢᠶ᠎ᠡ ᠪᠣᠯᠣᠨ᠎ᠠ ᠭᠡᠳᠡᠭ ᠢ ᠴᠢᠬᠤᠴᠢᠯᠠᠪᠠ᠃ ᠫᠷᠤᠹᠧᠰᠰᠤᠷ ᠺᠤᠨᠠᠭᠠᠶᠠ ᠶᠦᠺᠢ ᠣᠨᠴᠠᠭᠠᠢ ᠲᠠᠶᠢᠯᠪᠣᠷᠢᠯᠠᠯᠲᠠ ᠨᠢ ᠪᠢᠳᠡᠨ ᠢ ᠠᠮᠠᠨ ᠲᠡᠤᠬᠡ ᠶᠢᠨ ᠰᠤᠳᠤᠯᠤᠯ ᠢ ᠨᠡᠩ ᠢᠯᠡᠭᠦᠣ ᠣᠶᠢᠯᠠᠭᠠᠭᠤᠯᠵᠣ ᠴᠢᠳᠠᠪᠠ᠃      ᠶᠠᠷᠢᠶᠠᠨ ᠤ ᠳᠣᠷᠪᠠᠳᠣᠭᠡᠷ  ᠲᠤ ᠫᠷᠤᠹᠧᠰᠰᠤᠷ ᠺᠤᠨᠠᠭᠠᠶᠠ ᠶᠦᠺᠢ ᠦᠨᠳᠣᠰᠣᠲᠡᠨ ᠤ ᠦᠵᠡᠯ᠂ ᠵᠠᠬ᠎ᠠ ᠳᠡᠯᠭᠡᠭᠦᠷ ᠤᠨ ᠠᠵᠣ ᠠᠬᠤᠢ᠂ ᠰᠢᠨᠵᠡᠯᠡᠬᠦ ᠣᠬᠠᠭᠠᠨ ᠵᠡᠷᠭᠡ ᠭᠤᠷᠪᠠᠨ‌‍ᠲ᠋ᠠᠯ᠎ᠠ ᠠᠴᠠ ᠣᠯᠠᠨ ᠨᠡᠶᠢᠲᠠ ᠶᠢᠨ ᠡᠬᠢ ᠪᠠᠶᠠᠯᠢᠭ ᠲᠤ ᠬᠢ ᠰᠣᠳᠣᠯᠭᠠᠨ ᠢᠶᠠᠨ ᠲᠠᠶᠢᠯᠪᠣᠷᠢᠯᠠᠪᠠ᠃ ᠡᠭᠦᠨ ᠤ ᠬᠠᠮᠲᠣ ᠪᠠᠰᠠ ᠣᠯᠠᠨ ᠨᠡᠶᠢᠲᠠ ᠶᠢᠨ ᠡᠬᠢ ᠪᠠᠶᠠᠯᠢᠭ ᠤᠨ ᠰᠣᠳᠣᠯᠭᠠᠨ ᠤ ᠶᠠᠫᠣᠨ ᠳᠠᠬᠢ ᠬᠦᠷᠢᠶ᠎ᠠ ᠬᠡᠪᠴᠢᠶ᠎ᠠ ᠪᠠ ᠶᠠᠪᠣᠭᠳᠠᠵᠣ ᠪᠠᠶᠢᠭ᠎ᠠ ᠪᠠᠶᠢᠳᠠᠯ ᠢ ᠪᠢᠳᠡᠨ ᠳᠤ ᠶᠠᠷᠢᠵᠣ ᠥᠭᠴᠣ ᠣᠯᠠᠨ ᠨᠡᠶᠢᠲᠠ ᠶᠢᠨ ᠡᠬᠢ ᠪᠠᠶᠠᠯᠢᠭ ᠤᠨ ᠰᠣᠳᠣᠯᠭᠠᠨ ᠳᠠᠬᠢ ᠠᠩᠬᠠᠷᠣᠯ ᠢ ᠬᠥᠪᠴᠢᠯᠡᠪᠠ᠃     ᠺᠤᠨᠠᠭᠠᠶᠠ ᠶᠦᠺᠢ ᠤᠨ ᠡᠬᠢ ᠪᠠᠶᠠᠯᠢᠭ ᠬᠡᠭᠡᠷ᠎ᠠ  ᠶᠢᠨ ᠰᠢᠨᠵᠢᠯᠡᠭᠡᠨ ᠤ ᠲᠣᠷᠰᠢᠯᠠᠭ᠎ᠠ᠂ ᠪᠠᠲᠣ ᠪᠠᠬᠢ ᠰᠣᠳᠣᠯᠭᠠᠨ ‍ᠣ‌‍ᠰᠠᠭᠤᠷᠢ ᠪᠠ ᠥᠪᠡᠷᠮᠢᠴᠠ ᠰᠣᠳᠣᠯᠭᠠᠨ ᠤ ᠬᠠᠷᠠᠭᠠᠰᠣ᠂ ᠬᠡᠭᠡᠷ᠎ᠠ ᠶᠢᠨ ᠰᠢᠨᠵᠢᠯᠡᠭᠡᠨ ᠤ ᠦᠢᠯᠡᠳᠣᠯᠭᠡ ᠪᠣᠯᠣᠨ ᠣᠨᠣᠯ ᠤᠨ ᠠᠯᠢ ᠨᠢ ᠴᠣ᠋ ᠭᠡᠰᠡᠨ ᠪᠥᠷ ᠪᠠᠭᠰᠢ ᠰᠣᠷᠣᠭᠴᠢᠳ ᠳᠤ ᠮᠠᠰᠢ ᠶᠡᠭᠡ ᠰᠡᠩᠬᠡᠷᠡᠭᠦᠯᠣᠯ ᠢ ᠠᠪᠴᠢᠷᠠᠨ ᠥᠭᠴᠠᠢ᠃ ᠲᠡᠭᠦᠨ ᠤ ᠶᠠᠷᠢᠶ᠎ᠠ ᠢᠯᠡᠳᠬᠡᠯ ᠳᠤ ᠨᠢᠮᠪᠠᠢ ᠬᠢᠬᠦ ᠣᠪᠣᠷ ᠪᠠᠶᠢᠳᠠᠯ ᠪᠣᠯᠣᠨ ᠶᠥᠮᠦᠷᠯᠢᠭ ᠶᠠᠷᠢᠶ᠎ᠠ ᠨᠢ ᠲᠣᠬᠠᠢ ᠶᠢᠨ ᠲᠠᠯᠠᠪᠣᠷ ᠲᠤ ᠪᠠᠶᠢᠭᠰᠡᠨ ᠪᠠᠭᠰᠢ ᠰᠣᠷᠣᠭᠴᠢ ᠳᠤ ᠪᠦᠷ ᠭᠦᠨ ᠭᠦᠨᠵᠡᠭᠡᠢ ᠰᠠᠭᠤᠭᠳᠠᠯ ᠢ ᠦᠯᠡᠳᠡᠭᠡᠵᠣ ᠶᠠᠷᠢᠶᠠᠨ ᠤ ᠳᠣᠮᠳᠠ ᠣᠯᠠᠨ ᠤ ᠣᠯᠠᠨᠲᠠ ᠬᠠᠯᠠᠭᠤᠨ ᠠᠯᠠᠭ᠎ᠠ ᠶᠢᠨ ᠲᠠᠰᠢᠯᠲᠠ ᠶᠢ ᠬᠦᠷᠲᠡᠪᠠ᠃      ᠶᠠᠷᠢᠶᠠᠨ ᠤ ᠳᠠᠷᠠᠭ᠎ᠠ ᠠᠯᠲᠠᠨᠪᠣᠯᠠᠭ ᠫᠷᠤᠹᠧᠰᠰᠤᠷ ᠤᠨ ᠬᠥᠳᠦᠯᠠᠯ ᠳᠣᠣᠷ᠎ᠠ‌‍ᠫᠷᠤᠹᠧᠰᠰᠤᠷ ᠺᠤᠨᠠᠭᠠᠶᠠ ᠶᠦᠺᠢ ᠲᠠᠯᠠᠪᠠᠢ ᠳᠤ ᠪᠠᠶᠢᠬᠤ ᠪᠠᠭᠰᠢ ᠰᠣᠷᠣᠭᠴᠢ ᠲᠠᠢ ᠶᠠᠷᠢᠯᠴᠠᠭ᠎ᠠ ᠥᠷᠨᠢᠭᠦᠯᠪᠡ᠃ ᠬᠠᠮᠤᠭ ᠤᠨ ᠰᠡᠭᠦᠯ ᠳᠤ ᠠᠯᠲᠠᠨᠪᠣᠯᠠᠭ‌‍ᠫᠷᠤᠹᠧᠰᠰᠤᠷ  ᠠᠴᠠ ᠲᠣᠰ ᠣᠳᠠᠭᠠᠨ ᠤ ᠶᠠᠷᠢᠶᠠᠨ ᠳᠤ ᠳ᠋ᠦᠩᠨᠡᠯᠲᠠ ᠬᠢᠬᠦ ᠶᠢᠨ ᠬᠠᠮᠲᠣ ᠫᠷᠤᠹᠧᠰᠰᠤᠷ ᠺᠤᠨᠠᠭᠠᠶᠠ ᠶᠦᠺᠢ ᠲᠣᠰ ᠣᠳᠠᠭᠠᠨ ᠤ ᠰᠢᠨᠵᠢᠯᠡᠬᠦ ᠣᠬᠠᠭᠠᠨ ᠤ ᠥᠷᠲᠡᠭ ᠪᠠ ᠵᠥᠪ ᠡᠨᠧᠷᠺᠢ  ᠤᠨ ᠣᠷᠲᠡᠭ ᠪᠢᠯᠬᠠᠭᠰᠡᠨ ᠶᠠᠷᠢᠶᠠᠨ ᠳᠤ ᠬᠠᠮᠤᠭ ᠤᠨ ᠭᠦᠨ ᠵᠣᠵᠠᠭᠠᠨ ᠪᠠᠶᠠᠷ ᠲᠠᠯᠠᠷᠬᠠᠯᠠᠯ ᠢᠶᠠᠨ ᠲᠡᠪᠰᠢᠭᠦᠯᠪᠡ᠃
[ ᠳᠡᠯᠭᠡᠷᠡᠩᠭᠦᠢ ]
ᠡᠷᠳᠡᠮ ᠰᠢᠨᠵᠢᠯᠡᠭᠡ
ᠨᠡᠩ ᠣᠯᠠᠨ >>
ᠰᠤᠷᠤᠭᠴᠢ ᠶᠢᠨ
  ᠴᠡᠩᠭᠡᠯ ᠤᠨ ᠣᠷᠤᠨ
ᠨᠡᠩ ᠣᠯᠠᠨ >>
ᠤᠭᠰᠠᠭᠠᠲᠠᠨ ᠵᠦᠢ ᠨᠡᠢᠭᠡᠮ ᠵᠦᠢ ᠶᠢᠨ ᠳᠡᠭᠡᠳᠦ ᠰᠤᠷᠭᠠᠭᠤᠯᠢ ᠶᠢᠨ 2019 ᠣᠨ ᠤ ᠰᠢᠯᠢᠳᠡᠭ ᠣᠶᠤᠲᠠᠨ ᠢ ᠪᠠᠲᠤᠯᠠᠨ ᠬᠦᠷᠭᠡᠬᠦ ᠠᠵᠢᠯ ᠠᠮᠵᠢᠯᠲᠠ ᠲᠠᠢ ᠥᠨᠳᠥᠷᠯᠡᠯ᠎ᠡ
  10 ᠰᠠᠷ᠎ᠠ ᠶᠢᠨ  19 ᠡᠳᠦᠷ ᠪᠤᠯᠬᠤ ᠳ᠋ᠤ᠂ ᠮᠠᠨ ᠤ ᠳᠡᠭᠡᠳᠦ ᠰᠤᠷᠭᠠᠭᠤᠯᠢ ᠶᠢᠨ 2019ᠣᠨ ᠳ᠋ᠤ ᠲᠡᠭᠦᠰᠬᠦ ᠰᠢᠯᠢᠳᠡᠭ ᠤᠶᠤᠲᠠᠨ ᠢ ᠠᠰᠫᠢᠷᠠᠨᠲ ᠢᠶᠡᠷ ᠪᠠᠲᠤᠯᠠᠨ ᠬᠦᠷᠭᠡᠬᠦ ᠠᠵᠢᠯ ᠠᠮᠵᠢᠯᠲᠠ ᠲᠠᠢ ᠥᠨᠳᠥᠷᠯᠡᠵᠦ᠂11 ᠨᠡᠷᠡᠰ ᠤᠶᠤᠲᠠᠨ ᠴᠦᠮ ᠤᠯᠤᠰ ᠤᠨ ᠨᠡᠷᠡᠲᠦ ᠶᠡᠬᠡ ᠰᠤᠷᠭᠠᠭᠤᠯᠢ ᠨᠤᠭᠤᠳ ᠲᠤ ᠡᠯᠡᠰᠡᠭᠳᠡᠵᠡᠢ᠃    ᠳ᠋ᠤᠭᠠᠷ  ᠨᠡᠷ᠎ᠡ  ᠠᠩᠭᠢ   ᠡᠯᠡᠰᠡᠭᠳᠡᠭᠰᠡᠨ ᠰᠤᠷᠭᠠᠭᠤᠯᠢ  ᠮᠡᠷᠭᠡᠵᠢᠯ 1   ᠰᠠᠷᠠᠨ᠎ᠠ 2015ᠤᠭᠰᠠᠭᠠᠲᠠᠨ ᠵᠦᠢ  ᠦᠪᠦᠷ ᠮᠤᠩᠭᠤᠯ ᠤᠨ ᠶᠡᠬᠡ ᠰᠤᠷᠭᠠᠭᠤᠯᠢ  ᠤᠭᠰᠠᠭᠠᠲᠠᠨ ᠵᠦᠢ 2  ᠮᠡᠷᠭᠡᠨ 2015 ᠤᠭᠰᠠᠭᠠᠲᠠᠨ ᠵᠦᠢ  ᠯᠠᠨᠵᠸᠤ ᠶᠢᠨ ᠶᠡᠬᠡ ᠰᠤᠷᠭᠠᠭᠤᠯᠢ   ᠤᠭᠰᠠᠭᠠᠲᠠᠨ ᠵᠦᠢ 3 ᠸᠠᠩ ᠵᠤᠸᠧ ᠮᠢᠨ 2015 ᠨᠡᠢᠬᠡᠮ ᠵᠦᠢ  ᠨᠠᠨ ᠺᠠᠢ ᠶᠡᠬᠡ ᠰᠤᠷᠭᠠᠭᠤᠯᠢ  ᠨᠡᠢᠭᠡᠮ ᠵᠦᠢ 4  ᠴᠧᠨ ᠬᠤᠸᠠᠨ 2015 ᠨᠡᠢᠭᠡᠮ ᠵᠦᠢ  ᠪᠡᠭᠡᠵᠢᠩ ᠤᠨ ᠪᠠᠭᠰᠢ ᠶᠢᠨ ᠶᠡᠬᠡ ᠰᠤᠷᠭᠠᠭᠤᠯᠢ  ᠨᠡᠢᠭᠡᠮ ᠵᠦᠢ 5 ᠲᠤᠩ ᠴᠧᠩ 2015ᠨᠡᠢᠭᠡᠮ ᠤᠨ  ᠵᠦᠢ  ᠱᠠᠩᠬᠠᠢ ᠶᠢᠨ ᠶᠡᠬᠡ ᠰᠤᠷᠭᠠᠭᠣᠯᠢ  ᠨᠡᠢᠭᠡᠮ ᠵᠦᠢ 6  ᠪᠣᠤ ᠭᠤᠸ᠎ᠠ 2015  ᠮᠤᠩᠭᠤᠯ ᠢᠶᠠᠷ ᠬᠢᠴᠢᠶᠡᠯᠯᠡᠬᠦ ᠨᠡᠢᠭᠡᠮ ᠦᠨ ᠠᠵᠢᠯ   ᠵᠦᠩᠱᠠᠨ ᠶᠡᠬᠡ ᠰᠤᠷᠭᠠᠭᠤᠯᠢ  ᠨᠡᠢᠭᠡᠮ ᠤᠨ ᠠᠵᠢᠯ 7   ᠶᠡᠨ ᠯᠢ 2015 ᠮᠤᠩᠭᠤᠯ ᠢᠶᠠᠷ ᠬᠢᠴᠢᠶᠡᠯᠯᠡᠬᠦ ᠨᠡᠢᠭᠡᠮ ᠦᠨ ᠠᠵᠢᠯ   ᠪᠡᠭᠡᠵᠢᠩ ᠦᠨ ᠶᠡᠬᠡ ᠰᠤᠷᠭᠠᠭᠤᠯᠢ  ᠨᠡᠢᠭᠡᠮ ᠤᠨ ᠠᠵᠢᠯ 8   ᠪᠣᠤ ᠯᠢ ᠫᠢᠩ 2015ᠮᠤᠩᠭᠤᠯ ᠢᠶᠠᠷ ᠬᠢᠴᠢᠶᠡᠯᠯᠡᠬᠦ ᠨᠡᠢᠭᠡᠮ ᠦᠨ ᠠᠵᠢᠯ   ᠰᠢ ᠠᠨ ᠤ  ᠵᠠᠮ ᠬᠠᠷᠢᠯᠴᠠᠭᠠᠨ ᠤ ᠶᠡᠬᠡ ᠰᠤᠷᠭᠠᠭᠤᠯᠢ  ᠨᠡᠢᠭᠡᠮ ᠤᠨ ᠠᠵᠢᠯ 9 ᠸᠠᠩ ᠮᠧᠩ ᠽᠧ 2015 ᠨᠡᠢᠭᠡᠮ ᠦᠨ ᠠᠵᠢᠯ   ᠵᠦᠩᠱᠠᠨ ᠶᠡᠬᠡ ᠰᠤᠷᠭᠠᠭᠤᠯᠢ  ᠨᠡᠢᠭᠡᠮ  ᠤᠨ ᠠᠵᠢᠯ 10  ᠼᠤᠤ ᠭᠦᠢ ᠰᠢᠶᠠᠩ 2015 ᠨᠡᠢᠭᠡᠮ ᠦᠨ ᠠᠵᠢᠯ   ᠪᠡᠭᠡᠵᠢᠩ ᠦᠨ ᠶᠡᠬᠡ ᠰᠤᠷᠭᠠᠭᠤᠯᠢ   ᠨᠡᠢᠬᠡᠮ ᠦᠨ ᠠᠵᠢᠯ 11   ᠵᠠᠩ ᠬᠤᠤ ᠨᠠ 2015 ᠨᠡᠢᠭᠡᠮ ᠦᠨ ᠠᠵᠢᠯ   ᠵᠡᠭᠦᠨ ᠬᠤᠢᠲᠤ ᠶᠢᠨ ᠪᠠᠭᠰᠢ ᠶᠢᠨ ᠶᠡᠬᠡ ᠰᠤᠷᠭᠠᠭᠤᠯᠢ   ᠨᠡᠢᠭᠡᠮ ᠦᠨ ᠠᠵᠢᠯ  
[ ᠳᠡᠯᠭᠡᠷᠡᠩᠭᠦᠢ ]
ᠨᠦᠬᠦᠷᠯᠢᠭ ᠬᠤᠯᠪᠤᠭᠠᠰᠤ